Altan Angir Buguivch-文本歌词

Altan Angir Buguivch-文本歌词

发行日期:

ᠠᠯᠲᠠᠨ ᠠᠩᠭᠢᠷ ᠪᠠᠭᠤᠪᠴᠢ

ᠡᠩᠬᠡ ᠲᠣᠬᠣᠢ ᠢᠢᠨ ᠤᠰᠤ ᠨᠢ

ᠡᠷᠭᠢ ᠶᠠᠭᠤᠨ ᠤ ᠬᠦᠴᠦᠨ ᠳᠤ ᠪᠣᠢ

ᠡᠨᠡ ᠪᠠᠢᠳᠠᠭ ᠯᠠ ᠬᠡᠦᠬᠡᠰ ᠨᠢ

ᠡᠵᠢ ᠠᠪᠤ ᠢᠢᠨ ᠠᠴᠢ ᠪᠡᠷ ᠪᠣᠢ

ᠠᠪᠳᠠᠷ ᠠ ᠳᠡᠭᠡᠷ ᠡ ᠪᠠᠨ ᠳᠠᠯᠪᠢᠬᠤ

ᠠᠯᠲᠠᠨ ᠠᠩᠭᠢᠷ ᠪᠠᠭᠤᠪᠴᠢ ᠪᠣᠢ

ᠠᠷᠪᠠᠨ ᠨᠠᠶᠮᠠᠨ ᠨᠠᠰᠤᠨ ᠳᠠᠭᠠᠨ

ᠵᠡᠭᠦᠶ ᠡ ᠭᠡᠰᠡᠨ ᠯᠠ ᠪᠠᠭᠤᠪᠴᠢ ᠪᠣᠢ

ᠬᠠᠢᠷᠴᠠᠭ ᠳᠡᠭᠡᠷ ᠡ ᠪᠡᠨ ᠲᠠᠯᠪᠢᠬᠤ

ᠬᠠᠢᠷᠠᠲᠠᠢ ᠠᠩᠭᠢᠷ ᠪᠠᠭᠤᠪᠴᠢ ᠪᠣᠢ

ᠬᠠᠷᠢ ᠢᠢᠨ ᠭᠠᠵᠠᠷ ᠵᠣᠷᠢᠬᠤ ᠳᠠᠭᠠᠨ

ᠵᠡᠭᠦᠶ ᠡ ᠭᠡᠰᠡᠨ ᠯᠠ ᠪᠠᠭᠤᠪᠴᠢ ᠪᠣᠢ

ᠵᠡᠭᠡᠷ ᠡ ᠢᠳᠡᠳᠡᠭ ᠡᠪᠡᠰᠦ ᠨᠢ

ᠵᠡᠭᠳᠡ ᠲᠠᠭᠠᠨ᠎ᠠ ᠬᠣᠶᠠᠷ ᠪᠣᠢ

ᠵᠡᠷᠭᠡ ᠢᠢᠨ ᠬᠣᠶᠠᠷ ᠬᠡᠦᠬᠡᠰ ᠲᠤ

ᠢᠯᠭᠠᠭ᠎ᠠ ᠶᠠᠭᠤᠨ ᠳᠠᠭᠠᠨ ᠪᠠᠢᠬᠤ ᠪᠣᠢ

ᠬᠣᠨᠢᠨ ᠢᠳᠡᠳᠡᠭ ᠡᠪᠡᠰᠦ ᠨᠢ

ᠬᠣᠩᠬᠣ ᠱᠠᠭᠰᠢᠭ ᠬᠣᠶᠠᠷ ᠪᠣᠢ

ᠬᠤᠷᠠᠭ ᠦᠨ ᠬᠣᠶᠠᠷ ᠬᠡᠦᠬᠡᠰ ᠲᠤ

ᠬᠣᠪᠢᠲᠠᠢ ᠤᠴᠠᠷᠠᠯ ᠨᠢᠭᠡ ᠯᠠ ᠪᠣᠢ

ᠠᠢᠳᠠᠮ ᠵᠠᠶᠠᠭ᠎ᠠ ᠵᠸ ᠬᠦᠢ

ᠠᠰᠢᠲᠠ ᠢᠢᠨ ᠠᠮᠤᠷ ᠪᠣᠯᠲᠤᠭᠠᠢ